《ᠥᠪᠦᠷ ᠮᠣᠩᠭᠤᠯ᠎ᠤ᠋ᠨ ᠥᠪᠡᠷᠲᠡᠭᠡᠨ ᠵᠠᠰᠠᠬᠤ ᠣᠷᠤᠨ᠎ᠤ᠋ ᠣᠢᠯᠠᠯᠭ᠎ᠠ - ᠮᠣᠩᠭᠤᠯ ᠦᠭᠡ ᠬᠡᠯᠡ ᠦᠰᠦᠭ ᠪᠢᠴᠢᠭ᠎ᠤ᠋ᠨ ᠣᠢᠯᠠᠯᠭ᠎ᠠ》( ᠨᠣᠣᠷᠠᠭ ) ᠮᠡᠷᠭᠡᠵᠢᠯᠲᠡᠳ᠎ᠤ᠋ᠨ ᠬᠢᠨᠠᠨ ᠲᠣᠭᠲᠠᠭᠠᠯᠲᠠ᠎ᠶᠢ ᠥᠩᠭᠡᠷᠡᠭᠦᠯᠦᠭᠰᠡᠨ
ᠦᠰᠦᠭ : 0000-00-00 00:00:00
ᠤᠩᠰᠢᠭᠰᠠᠨ ᠤᠳᠠᠭ᠎ᠠ : ᠨᠠᠢᠷᠠᠭᠤᠯᠤᠭᠴᠢ : ᠯᠢᠶᠠᠩ ᠬᠠᠢ ᠢᠤᠢ

    ᠣᠢᠷ᠎ᠠ ᠎ᠳ᠋ᠤ᠌᠂  ᠮᠣᠩᠭᠤᠯ  ᠬᠡᠪᠯᠡᠯ᠎ᠤ᠋ᠨ 《ᠥᠪᠦᠷ ᠮᠣᠩᠭᠤᠯ᠎ᠤ᠋ᠨ ᠥᠪᠡᠷᠲᠡᠭᠡᠨ ᠵᠠᠰᠠᠬᠤ ᠣᠷᠤᠨ᠎ᠤ᠋ ᠣᠢᠯᠠᠯᠭ᠎ᠠ - ᠮᠣᠩᠭᠤᠯ ᠦᠭᠡ  ᠬᠡᠯᠡ ᠦᠰᠦᠭ ᠪᠢᠴᠢᠭ᠎ᠤ᠋ᠨ ᠣᠢᠯᠠᠯᠭ᠎ᠠ》( ᠨᠣᠣᠷᠠᠭ )᠎ᠶᠢᠨ ᠬᠢᠨᠠᠨ  ᠲᠣᠭᠲᠠᠭᠠᠯᠲᠠ᠎ᠶᠢᠨ ᠬᠤᠷᠠᠯ ᠬᠥᠬᠡᠬᠣᠲᠠ᠎ᠳ᠋ᠤ ᠬᠤᠷᠠᠯᠳᠤᠪᠠ᠃ ᠬᠤᠷᠠᠯ ᠳᠡᠭᠡᠷ᠎ᠡ᠂ ᠥᠪᠡᠷᠲᠡᠭᠡᠨ ᠵᠠᠰᠠᠬᠤ ᠣᠷᠤᠨ᠎ᠤ᠋ ᠦᠨᠳᠦᠰᠦᠲᠡᠨ᠎ᠤ᠋ ᠬᠡᠷᠡᠭ ᠡᠷᠬᠢᠯᠡᠬᠦ᠌ ᠵᠥᠪᠯᠡᠯ᠎ᠤ᠋ᠨ ᠳᠡᠳ᠋ ᠡᠷᠬᠢᠯᠡᠭᠴᠢ ᠰᠠᠴᠤᠷᠠᠯᠲᠤ᠌᠂ ᠥᠪᠡᠷᠲᠡᠭᠡᠨ ᠵᠠᠰᠠᠬᠤ ᠣᠷᠤᠨ᠎ᠤ᠋ ᠭᠠᠵᠠᠷ ᠣᠷᠤᠨ᠎ᠤ᠋ ᠣᠢᠯᠠᠯᠭ᠎ᠠ᠎ᠶᠢᠨ ᠭᠠᠵᠠᠷ᠎ᠤ᠋ᠨ ᠳᠡᠳ᠋ ᠡᠷᠬᠢᠯᠡᠭᠴᠢ ᠴᠠᠭᠠᠨᠯᠠᠩᠲᠤ᠌ ᠶᠠᠷᠢᠶ᠎ᠠ ᠲᠠᠯᠪᠢᠵᠡᠢ᠃  ᠥᠪᠦᠷ ᠮᠣᠩᠭᠤᠯ᠎ᠤ᠋ᠨ  ᠶᠡᠬᠡ ᠰᠤᠷᠭᠠᠭᠤᠯᠢ᠎ᠶᠢᠨ ᠮᠣᠩᠭᠤᠯ ᠰᠤᠳᠤᠯᠤᠯ᠎ᠤ᠋ᠨ ᠳᠡᠭᠡᠲᠤ᠌ ᠰᠤᠷᠭᠠᠭᠤᠯᠢ᠎ᠶᠢᠨ  ᠫᠷᠣᠹᠧᠰᠰᠣᠷ ᠂ ᠳ᠋ᠤᠺᠲ᠋ᠤᠷ᠎ᠤ᠋ᠨ ᠵᠢᠯᠤᠭᠤᠳᠤᠭᠴᠢ ᠪᠠᠭᠰᠢ ᠲᠦᠮᠡᠨᠵᠢᠷᠭᠠᠯ᠎ᠠ᠋ᠴᠠ ᠣᠢᠯᠠᠯᠭ᠎ᠠ ᠲᠤᠭᠤᠷᠪᠢᠭᠰᠠᠨ ᠪᠠᠢᠳᠠᠯ ᠎ᠢᠶᠡᠨ  ᠲᠠᠨᠢᠯᠴᠠᠭᠤᠯᠪᠠ᠃ ᠮᠡᠷᠭᠡᠵᠢᠯᠲᠡᠳ᠎ᠡᠴᠡ ᠲᠤᠰ ᠤᠢᠠᠯᠯᠭ᠎ᠠ ᠨᠢ1947-2019 ᠣᠨ᠎ᠤ᠋ ᠬᠣᠭᠤᠷᠤᠨᠳᠤᠬᠢ ᠥᠪᠦᠷ ᠮᠣᠩᠭᠤᠯ᠎ᠤ᠋ᠨ ᠥᠪᠡᠷᠲᠡᠭᠡᠨ ᠵᠠᠰᠠᠬᠤ ᠣᠷᠤᠨ᠎ᠤ᠋ ᠮᠣᠩᠭᠤᠯ ᠦᠭᠡ ᠬᠡᠯᠡ ᠦᠰᠦᠭ ᠪᠢᠴᠢᠭ᠎ᠶᠢᠨ ᠠᠵᠢᠯ᠎ᠤ᠋ᠨ ᠲᠡᠤᠭᠡ ᠪᠠ ᠣᠳᠣᠬᠢ ᠪᠠᠢᠳᠠᠯ᠎ᠢ᠋ ᠪᠤᠰᠤᠳᠴᠢ᠎ᠪᠡᠷ  ᠲᠤᠭᠠᠴᠢᠵᠦ᠍᠂ ᠨᠠᠮ᠎ᠤ᠋ᠨ ᠦᠨᠳᠦᠰᠦᠲᠡᠨ᠎ᠦ᠌ ᠲᠥᠷᠦ᠎ᠶᠢᠨ ᠪᠣᠳᠤᠯᠭ᠎ᠠ᠎ᠶᠢᠨ ᠲᠤᠶᠠᠭᠠᠯᠠᠯ ᠲᠤᠤᠷ᠎ᠠ ᠣᠯᠤᠭᠰᠠᠨ ᠭᠢᠯᠠᠯᠵᠠᠮ᠎ᠠ ᠠᠮᠵᠢᠯᠲᠠ᠎ᠶᠢ ᠬᠠᠷᠠᠭᠤᠯᠤᠭᠰᠠᠨ ᠰᠠᠢᠨ ᠪᠦᠲᠦᠭᠡᠯ ᠪᠤᠯᠵᠦ᠍᠂ ᠬᠢᠨᠠᠨ ᠲᠣᠭᠲᠠᠭᠠᠯᠲᠠ᠎ᠶᠢ ᠥᠩᠭᠡᠷᠡᠬᠦ᠌᠎ᠶᠢ ᠵᠥᠪᠰᠢᠶᠡᠷᠡᠵᠡᠢ ᠃ 《ᠥᠪᠦᠷ ᠮᠣᠩᠭᠤᠯ᠎ᠤ᠋ᠨ ᠥᠪᠡᠷᠲᠡᠭᠡᠨ ᠵᠠᠰᠠᠬᠤ ᠣᠷᠤᠨ᠎ᠤ᠋ ᠣᠢᠯᠠᠯᠭ᠎ᠠ - ᠮᠣᠩᠭᠤᠯ ᠦᠭᠡ  ᠬᠡᠯᠡ ᠦᠰᠦᠭ  ᠪᠢᠴᠢᠭ᠎ᠤ᠋ᠨ  ᠣᠢᠯᠠᠯᠭ᠎ᠠ》ᠪᠣᠯ ᠥᠪᠡᠷᠲᠡᠭᠡᠨ ᠵᠠᠰᠠᠬᠤ ᠣᠷᠤᠨ᠎ᠡᠴᠡ ᠲᠥᠯᠦᠪᠵᠢᠭᠦᠯᠦᠭᠰᠡᠨ 76 ᠪᠣᠳᠢ ᠬᠣᠶᠠᠳᠤᠭᠠᠷ ᠡᠭᠡᠯᠵᠢ᠎ᠶᠢᠨ ᠲᠤᠰᠭᠠᠢ ᠣᠢᠯᠠᠯᠭ᠎ᠠ᠎ᠶᠢᠨ ᠲᠤᠳᠤᠷᠠᠬᠢ ᠴᠣᠷᠢ᠎ᠶᠢᠨ ᠭᠠᠭᠴᠠ ᠮᠣᠩᠭᠤᠯ ᠬᠡᠯᠡ᠎ᠪᠡᠷ ᠪᠢᠴᠢᠭᠳᠡᠭᠰᠡᠨ ᠣᠢᠯᠠᠯᠭ᠎ᠠ  ᠪᠥᠭᠡᠳ ᠳᠤᠮᠳᠠᠲᠤ᠌ ᠤᠯᠤᠰ᠎ᠤ᠋ᠨ ᠠᠩᠬᠠᠳᠠᠭᠴᠢ《ᠮᠣᠩᠭᠤᠯ ᠦᠭᠡ ᠬᠡᠯᠡ ᠦᠰᠦᠭ  ᠪᠢᠴᠢᠭ᠎ᠤ᠋ᠨ ᠣᠢᠯᠠᠯᠭ᠎ᠠ》 ᠮᠥᠨ᠃ ᠲᠤᠰ ᠨᠣᠮ ᠎ᠢ᠋ ᠵᠢᠯ ᠤ᠋ᠨ ᠡᠴᠦᠰ  ᠬᠡᠪᠯᠡᠬᠦᠯᠬᠦ᠌᠎ᠪᠡᠷ ᠲᠥᠯᠦᠪᠯᠡᠵᠦ᠍ ᠪᠠᠢᠨ᠎ᠠ᠃


×
正在建设当中
×
正在建设当中