ᠮᠠᠨ᠎ᠤ ᠤᠯᠤᠰ᠎ᠤᠨ ᠠᠩᠬᠠᠳᠠᠭᠴᠢ ᠬᠥᠮᠦᠨ ᠠᠮᠠ ᠴᠥᠭᠡᠬᠡᠨᠲᠡᠢ ᠴᠥᠭᠡᠨ ᠲᠣᠭᠠᠲᠤ᠌ ᠦᠨᠳᠦᠰᠦᠲᠡᠨ᠎ᠦ ᠬᠡᠯᠡᠨ᠎ᠦ ᠭᠠᠷ ᠠᠪᠤᠯᠭ᠎ᠠ᠎ᠶᠢᠨ ᠨᠣᠮ 《ᠣᠷᠴᠣᠨ ᠬᠡᠯᠡᠨ᠎ᠤ᠋ ᠪᠠᠢᠩᠭᠤ ᠬᠡᠷᠡᠭᠯᠡᠬᠦ᠌ ᠬᠡᠯᠡᠨ᠎ᠤ᠋ ᠠᠪᠢᠶᠠᠯᠠᠬᠤ ᠲᠣᠯᠢ ᠪᠢᠴᠢᠭ 》᠎ᠶᠢ ᠬᠡᠪᠯᠡᠨ ᠲᠠᠷᠬᠠᠭᠠᠪᠠ
ᠦᠰᠦᠭ : 0000-00-00 00:00:00
ᠤᠩᠰᠢᠭᠰᠠᠨ ᠤᠳᠠᠭ᠎ᠠ : ᠨᠠᠢᠷᠠᠭᠤᠯᠤᠭᠴᠢ : ᠯᠢᠶᠠᠩ ᠬᠠᠢ ᠢᠤᠢ

    ᠣᠢᠷ᠎ᠠ ᠎ᠳ᠋ᠤ᠌᠂ ᠮᠠᠨ᠎ᠤ ᠤᠯᠤᠰ᠎ᠤᠨ ᠠᠩᠬᠠᠳᠠᠭᠴᠢ ᠬᠥᠮᠦᠨ ᠠᠮᠠ  ᠴᠥᠭᠡᠬᠡᠨᠲᠡᠢ ᠴᠥᠭᠡᠨ ᠦᠨᠳᠦᠰᠦᠲᠡᠨ᠎ᠦ ᠬᠡᠯᠡᠨ᠎ᠦ ᠭᠠᠷ ᠠᠪᠤᠯᠭ᠎ᠠ᠎ᠶᠢᠨ ᠨᠣᠮ 《ᠣᠷᠴᠣᠨ ᠬᠡᠯᠡᠨ᠎ᠤ᠋ ᠪᠠᠢᠩᠭᠤ ᠬᠡᠷᠡᠭᠯᠡᠬᠦ᠌ ᠬᠡᠯᠡᠨ᠎ᠤ᠋ ᠠᠪᠢᠶᠠᠯᠠᠬᠤ ᠲᠣᠯᠢ ᠪᠢᠴᠢᠭ》᠎ᠤ᠋ᠨ ᠰᠣᠨᠢᠨ ᠮᠡᠳᠡᠭᠡ  ᠨᠡᠢᠲᠡᠯᠡᠬᠦ᠌ ᠬᠤᠷᠠᠯ ᠬᠦᠬᠡᠬᠤᠲᠠ᠎ᠳᠤ ᠪᠤᠯᠪᠠ ᠃ 

    ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠮᠦᠨ ᠠᠮᠠ  ᠴᠥᠭᠡᠬᠡᠨᠲᠡᠢ ᠴᠥᠭᠡᠨ ᠲᠣᠭᠠᠲᠤ᠌ ᠦᠨᠳᠦᠰᠦᠲᠡᠨ《ᠣᠷᠴᠣᠨ ᠂ ᠡᠸᠡᠩᠬᠢ ᠂ ᠳᠠᠭᠤᠷ》ᠬᠡᠯᠡᠨ᠎ᠦ ᠬᠠᠮᠠᠭᠠᠯᠠᠯᠲᠠ  ᠪᠠ ᠤᠯᠠᠮᠵᠢᠯᠠᠨ ᠵᠠᠯᠭᠠᠮᠵᠢᠯᠠᠬᠤ  ᠲᠥᠰᠦᠯ᠎ᠤ᠋ᠨ ᠲᠤᠭᠤᠷᠪᠢᠬᠤ ᠠᠵᠢᠯ᠎ᠢ᠋  2017 ᠣᠨ᠎ᠤ ᠡᠴᠦᠰ ᠪᠡᠷ ᠡᠬᠢᠯᠡᠭᠦᠯᠪᠡ᠃ ᠲᠣᠰ ᠲᠥᠰᠦᠯ ᠪᠣᠯ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠣᠷᠳᠣᠨ᠎ᠡᠴᠡ ᠲᠥᠷᠥ᠎ᠶᠢᠨ ᠶᠠᠪᠤᠳᠠᠯ᠎ᠤᠨ ᠬᠣᠷᠢᠶᠠᠨ᠎ᠤ 《〈13 · 5〉᠎ᠶᠢᠨ ᠲᠥᠯᠥᠪᠵᠢᠭᠦᠯᠭᠡ᠎ᠶᠢᠨ ᠦᠨᠳᠦᠰᠦᠲᠡᠨ᠎ᠦ ᠭᠠᠵᠠᠷ ᠣᠷᠣᠨ ᠪᠠ ᠬᠥᠮᠦᠨ ᠠᠮᠠ ᠴᠥᠭᠡᠬᠡᠨᠲᠡᠢ ᠴᠥᠭᠡᠨ ᠲᠣᠭᠠᠲᠤ᠌ ᠦᠨᠳᠦᠰᠦᠲᠡᠨ᠎ᠦ ᠬᠥᠭᠵᠢᠯᠲᠡ᠎ᠶᠢ ᠠᠬᠢᠭᠤᠯᠬᠤ ᠲᠥᠯᠥᠪᠵᠢᠭᠦᠯᠭᠡ᠎ᠶᠢ ᠬᠡᠪᠯᠡᠨ ᠲᠠᠷᠬᠠᠭᠠᠬᠤ ᠲᠤᠬᠠᠶ ᠮᠡᠳᠡᠭᠳᠡᠯ 》᠎ᠤᠨ ᠵᠣᠷᠢᠭ ᠰᠠᠨᠠᠭ᠎ᠠ ᠎ᠶᠢ ᠨᠠᠢᠳᠠᠪᠦᠷᠢᠵᠢᠭᠤᠯᠵᠦ᠍᠂ ᠴᠥᠭᠡᠨ ᠲᠣᠭᠠᠲᠤ᠌ ᠦᠨᠳᠦᠰᠦᠲᠡᠨ᠎ᠦ ᠮᠥᠬᠥᠬᠦ᠌  ᠠᠶᠤᠯᠲᠠᠢ ᠦᠭᠡ ᠬᠡᠯᠡ ᠦᠰᠦᠭ ᠪᠢᠴᠢᠭ᠎ᠢ ᠬᠠᠮᠠᠭᠠᠯᠠᠬᠤ ᠡᠷᠴᠢᠮ᠎ᠢᠶᠡᠨ   ᠴᠢᠩᠭᠠᠷᠠᠭᠤᠯᠤᠨ᠂ ᠴᠥᠭᠡᠨ ᠲᠣᠭᠠᠲᠤ᠌ ᠦᠨᠳᠦᠰᠦᠲᠡᠨ ᠎ᠦ ᠤᠯᠠᠮᠵᠢᠯᠠᠯᠲᠤ᠌ ᠰᠣᠶᠣᠯ ᠎ᠤᠨ  ᠰᠤᠷᠠᠭ ᠵᠠᠩᠭᠢ ᠎ᠶᠢᠨ ᠡᠬᠢ ᠪᠠᠶᠠᠯᠢᠭ ᠎ᠢ ᠪᠦᠬᠦ᠌ ᠲᠠᠯ᠎ᠠ ᠎ᠪᠠᠷ ᠰᠢᠰᠲ᠋ᠧᠮ ᠎ᠲᠡᠶ ᠡᠮᠬᠢᠳᠬᠡᠨ  ᠴᠤᠭᠯᠠᠭᠤᠯᠵᠦ᠍᠂ ᠤᠯᠤᠰ ᠎ᠤᠨ ᠦᠭᠡ ᠬᠡᠯᠡᠨ᠎ᠦ ᠡᠬᠢ ᠪᠠᠶᠠᠯᠢᠭ ᠎ᠤᠨ ᠦᠢᠯᠡᠴᠢᠯᠡᠭᠡᠨ᠎ᠦ ᠰᠢᠰᠲ᠋ᠧᠮ ᠎ᠢ   ᠪᠠᠢᠭᠤᠯᠤᠨ ᠳᠤᠮᠳᠠᠳᠤ ᠤᠯᠤᠰ᠎ᠤᠨ ᠬᠡᠯᠡᠨ᠎ᠦ ᠡᠬᠢ ᠪᠠᠶᠠᠯᠢᠭ᠎ᠢ ᠬᠠᠮᠠᠭᠠᠯᠠᠬᠤ ᠢᠨᠵᠧᠨᠧᠷᠢᠩ᠎ᠢ᠋  ᠬᠡᠷᠡᠭᠵᠢᠭᠦᠯᠵᠦ᠍  ᠪᠠᠢᠭ᠎ᠠ ᠴᠢᠬᠤᠯᠠ ᠠᠷᠭ᠎ᠠ ᠬᠡᠮᠵᠢᠶ᠎ᠡ ᠪᠣᠯᠤᠨ᠎ᠠ᠃ 

    《ᠣᠷᠴᠣᠨ ᠬᠡᠯᠡᠨ᠎ᠤ᠋ ᠪᠠᠢᠩᠭᠤ ᠬᠡᠷᠡᠭᠯᠡᠬᠦ᠌ ᠬᠡᠯᠡᠨ᠎ᠤ᠋ ᠠᠪᠢᠶᠠᠯᠠᠬᠤ ᠲᠣᠯᠢ  ᠪᠢᠴᠢᠭ 》᠎ᠢ᠋ ᠲᠣᠯᠢ ᠪᠢᠴᠢᠭ᠎ᠦᠨ ᠬᠡᠯᠪᠡᠷᠢ᠎ᠪᠡᠷ ᠪᠠᠷᠯᠠᠵᠤ ᠂ APP ᠤᠶᠤᠨᠲᠤ᠌ ᠬᠡᠷᠡᠭᠯᠡᠭᠡᠨ᠎ᠦ ᠰᠢᠰᠲ᠋ᠧᠮ᠎ᠢ ᠵᠡᠷᠭᠡᠪᠡᠷ ᠰᠤᠳᠤᠯᠤᠨ ᠨᠡᠭᠡᠭᠡᠵᠦ᠍ ᠂ ᠴᠥᠭᠡᠨ ᠲᠣᠭᠠᠲᠤ᠌ ᠦᠨᠳᠦᠰᠦᠲᠡᠨ᠎ᠦ  ᠬᠡᠯᠡᠨ᠎ᠦ᠌ ᠰᠤᠳᠤᠯᠤᠯ ᠂ ᠵᠢᠭᠠᠨ ᠰᠤᠷᠭᠠᠯᠲᠠ ᠪᠠ  ᠬᠡᠷᠡᠭᠯᠡᠯᠲᠡ᠎ᠳ᠋ᠤ ᠲᠥᠬᠥᠮ ᠦᠵᠡᠭᠦᠯᠬᠦ᠌᠎ᠪᠡᠷ ᠪᠠᠷᠠᠬᠤ ᠥᠬᠡᠶ ᠪᠠᠰᠠ ᠦᠨᠳᠦᠰᠦᠲᠡᠨ᠎ᠦ ᠲᠡᠦᠬᠡ ᠰᠣᠶᠣᠯ᠎ᠢ ᠬᠠᠮᠠᠭᠠᠯᠠᠨ ᠵᠠᠯᠭᠠᠮᠵᠢᠯᠠᠵᠤ ᠴᠡᠴᠡᠭᠯᠡᠭᠦᠯᠬᠦ᠌ ᠎ᠳᠦ ᠴᠢᠬᠤᠯᠠ  ᠦᠢᠯᠡᠳᠦᠯ ᠪᠠᠳᠠᠷᠠᠭᠤᠯᠬᠤ ᠪᠣᠯᠤᠨ᠎ᠠ ᠃ ᠡᠭᠦᠨ᠎ᠡᠴᠡ ᠭᠠᠳᠠᠨ᠎ᠠ ᠂《ᠡᠸᠡᠩᠬᠢ ᠬᠡᠯᠡᠨ᠎ᠤ᠋ ᠪᠠᠢᠩᠭᠤ ᠬᠡᠷᠡᠭᠯᠡᠬᠦ᠌ ᠬᠡᠯᠡᠨ᠎ᠤ᠋ ᠠᠪᠢᠶᠠᠯᠠᠬᠤ ᠲᠣᠯᠢ  ᠪᠢᠴᠢᠭ》᠂ 《ᠳᠠᠭᠤᠷ ᠬᠡᠯᠡᠨ᠎ᠤ᠋ ᠪᠠᠢᠩᠭᠤ ᠬᠡᠷᠡᠭᠯᠡᠬᠦ᠌ ᠬᠡᠯᠡᠨ᠎ᠤ᠋ ᠠᠪᠢᠶᠠᠯᠠᠬᠤ ᠲᠣᠯᠢ  ᠪᠢᠴᠢᠭ》ᠨᠢ ᠴᠤ᠌ ᠨᠠᠢᠷᠠᠭᠤᠯᠤᠨ ᠬᠢᠨᠠᠬᠤ ᠶᠠᠪᠤᠴᠠ᠎ᠳᠤ ᠪᠠᠨ ᠤᠷᠤᠭᠰᠠᠨ  ᠪᠠᠢᠨ᠎ᠠ᠃


×
正在建设当中
×
正在建设当中