《ᠬᠢᠲᠠᠳ ᠮᠣᠩᠭᠣᠯ ᠲᠣᠯᠢ》᠎ᠶᠢᠨ ᠳᠥᠷᠪᠡᠳᠦᠭᠡᠷ ᠬᠡᠪᠯᠡᠯ᠎ᠢ ᠬᠡᠪᠯᠡᠨ ᠲᠠᠷᠬᠠᠭᠠᠪᠠ
ᠦᠰᠦᠭ : 0000-00-00 00:00:00
ᠤᠩᠰᠢᠭᠰᠠᠨ ᠤᠳᠠᠭ᠎ᠠ : ᠨᠠᠢᠷᠠᠭᠤᠯᠤᠭᠴᠢ : ᠯᠢᠶᠠᠩ ᠬᠠᠢ ᠢᠤᠢ

    ᠣᠢᠷ᠎ᠠ᠎ᠳᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠡᠢᠭᠡᠮ᠎ᠦᠨ ᠰᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ  ᠨᠠᠢᠷᠠᠭᠤᠯᠤᠭᠰᠠᠨ《ᠬᠢᠲᠠᠳ ᠮᠣᠩᠭᠣᠯ ᠲᠣᠯᠢ》᠎ᠶᠢᠨ ᠳᠥᠷᠪᠡᠳᠦᠭᠡᠷ ᠬᠡᠪᠯᠡᠯ᠎ᠢ ᠬᠡᠪᠯᠡᠭᠦᠯᠦᠨ ᠲᠠᠷᠬᠠᠭᠠᠪᠠ ᠃ 

    ᠲᠤᠰ ᠬᠡᠪᠯᠡᠯ᠎ᠦᠨ 《ᠬᠢᠲᠠᠳ ᠮᠣᠩᠭᠣᠯ ᠲᠣᠯᠢ》᠎ᠳ᠋ᠤ ᠬᠢᠲᠠᠳ ᠦᠰᠦᠭ᠎ᠦᠨ ᠳᠠᠩ ᠦᠰᠦᠭ 13000 ᠭᠠᠷᠤᠶ ᠵᠤᠷᠪᠤᠰ ᠂  ᠨᠡᠢᠯᠡᠮᠡᠯ ᠦᠭᠡ 252000 ᠭᠠᠷᠤᠶ ᠵᠤᠷᠪᠤᠰ ᠣᠷᠣᠭᠤᠯᠵᠠᠶ᠃ ᠡᠭᠦᠨ ᠎ᠳ᠋ᠦ᠍ ᠂ ᠬᠥᠮᠦᠰ᠎ᠦᠨ ᠨᠡᠢᠳᠡᠮ ᠎ᠳ᠋ᠦ᠍ ᠪᠠᠨ  ᠵᠥᠪᠰᠢᠶᠡᠷᠡᠨ ᠬᠡᠷᠡᠭᠯᠡᠵᠦ᠍ ᠪᠠᠢᠭ᠎ᠠ ᠰᠢᠨ᠎ᠡ ᠦᠭᠡᠰ᠎ᠢ  ᠨᠡᠮᠡᠨ ᠣᠷᠤᠭᠤᠯᠬᠤ᠎ᠶᠢᠨ ᠬᠠᠮᠲᠤ᠌ ᠭᠤᠷᠪᠠᠳᠤᠭᠠᠷ ᠬᠡᠪᠯᠡᠯ ᠳ᠋ᠦ᠍ ᠬᠢ ᠵᠠᠷᠢᠮ ᠦᠭᠡᠰ᠎ᠤ᠋ᠨ ᠣᠷᠴᠢᠭᠤᠯᠭ᠎ᠠ ᠎ᠳᠤ ᠵᠠᠰᠠᠯᠲᠠ ᠬᠢᠵᠦ᠍᠂102000 ᠢᠯᠡᠭᠦᠦ ᠵᠤᠷᠪᠤᠰ ᠰᠢᠨ᠎ᠡ ᠨᠡᠷ᠎ᠡ ᠲᠣᠮᠢᠶ᠎ᠠ᠎ᠶᠢ ᠨᠡᠮᠡᠨ ᠤᠷᠤᠭᠤᠯᠵᠡᠢ᠃

   《ᠬᠢᠲᠠᠳ ᠮᠣᠩᠭᠣᠯ ᠲᠣᠯᠢ》᠎ᠶᠢᠨ ᠳᠥᠷᠪᠡᠳᠦᠭᠡᠷ ᠬᠡᠪᠯᠡᠯ ᠪᠣᠯ ᠮᠠᠨ᠎ᠤ ᠤᠯᠤᠰ᠎ᠤᠨ ᠬᠠᠮᠤᠭ ᠲᠣᠮᠣ ᠬᠢᠲᠠᠳ ᠮᠣᠩᠭᠣᠯ ᠬᠠᠷᠢᠴᠠᠭᠤᠯᠤᠭᠰᠠᠨ ᠣᠷᠴᠢᠭᠤᠯᠭ᠎ᠠ᠎ᠶᠢᠨ ᠲᠣᠯᠢ  ᠪᠠᠢᠵᠦ᠍᠂ ᠦᠭᠡ  ᠬᠤᠷᠢᠶᠠᠭᠰᠠᠨ ᠬᠡᠪᠴᠢᠶ᠎ᠡ ᠨᠢ ᠳᠡᠯᠭᠡᠷ᠂  ᠬᠡᠮᠵᠢᠶ᠎ᠡ ᠨᠢ ᠶᠡᠬᠡ ᠂ ᠤᠳᠬ᠎ᠠ ᠎ᠶᠢᠨ ᠲᠠᠢᠯᠪᠦᠷᠢ ᠲᠣᠳᠣᠷᠬᠠᠶ ᠵᠡᠷᠭᠡ ᠣᠨᠴᠠᠯᠢᠭ᠎ᠲᠠᠶ ᠃ 

    《ᠬᠢᠲᠠᠳ ᠮᠣᠩᠭᠣᠯ ᠲᠣᠯᠢ》᠎ᠶᠢᠨ ᠨᠢᠭᠡᠳᠦᠭᠡᠷ ᠬᠡᠪᠯᠡᠯ᠎ᠢ᠋ 1964 ᠣᠨ᠎ᠳᠤ ᠨᠠᠢᠷᠠᠭᠤᠯᠤᠨ ᠬᠡᠪᠯᠡᠭᠦᠯᠵᠦ᠍᠂ 1982 ᠣᠨ ᠪᠠ 2005 ᠣᠨ᠎ᠳᠤ ᠬᠣᠶᠠᠷ ᠤᠳᠠᠭ᠎ᠠ ᠵᠠᠰᠠᠪᠤᠷᠢ ᠣᠷᠣᠭᠤᠯᠵᠠᠶ ᠃ ᠭᠤᠷᠪᠠᠳᠤᠭᠠᠷ ᠬᠡᠪᠯᠡᠯ᠎ᠢ᠋ 2005 ᠣᠨ᠎ᠳᠤ ᠬᠡᠪᠯᠡᠭᠦᠯᠦᠭᠰᠡᠨ᠎ᠠ᠋ᠴᠠ ᠨᠠᠰᠢ ᠂ ᠤᠯᠤᠰ᠎ᠤᠨ ᠳᠣᠲᠣᠭᠠᠳᠤ ᠭᠠᠳᠠᠭᠠᠳᠤ᠎ᠶᠢᠨ ᠮᠣᠩᠭᠣᠯ ᠰᠤᠳᠤᠯᠤᠯ᠎ᠤᠨ ᠬᠢᠨ  ᠪᠠ ᠨᠡᠢᠭᠡᠮ᠎ᠤ᠋ᠨ ᠡᠯ᠎ᠡ ᠡᠲᠡᠭᠡᠳ᠎ᠦᠨ ᠥᠨᠳᠦᠷ ᠦᠨᠡᠯᠡᠯᠲᠡ ᠎ᠶᠢ ᠣᠯᠵᠤ᠂ 2007 ᠣᠨ᠎ᠳᠤ ᠠᠩᠬᠠᠳᠤᠭᠠᠷ ᠬᠤᠭᠤᠴᠠᠭᠠᠨ᠎ᠤ ᠳᠤᠮᠳᠠᠳᠤ ᠤᠯᠤᠰ᠎ᠤᠨ ᠬᠡᠪᠯᠡᠯ᠎ᠦᠨ ᠵᠠᠰᠠᠭ᠎ᠤᠨ ᠣᠷᠳᠣᠨ᠎ᠤ ᠱᠠᠩᠨᠠᠯ᠎ᠢ ᠬᠦᠷᠲᠡᠪᠡ᠃


×
正在建设当中
×
正在建设当中